ᠮᠣᠩᠭᠣᠯ
ᠤᠯᠤᠰ ᠤ᠋ᠨ ᠶᠡᠷᠦᠩᢈᠡᠢ ᠠᠦ᠋ᠳᠢᠲ᠋ᠣᠷ ᠨᠢ ᠦᠨᠳᠦᠰᠦᠨ ᠦ᠋ ᠠᠦ᠋ᠳᠢᠲ ᠤ᠋ᠨ ᠭᠠᠵᠠᠷ ᠢ᠋ ᠳᠣᠲᠤᠭᠠᠳᠤ᠂
ᠭᠠᠳᠠᠭᠠᠳᠤ ᠬᠠᠷᠢᠯᠴᠠᠭᠠᠨ ᠳ᠋ᠤ ᠲᠥᠯᠦᢉᠡᠯᠡᢈᠦ᠂ ᠠᠦ᠋ᠳᠢᠲ ᢈᠢᢈᠦ ᠲᠥᠯᠦᠪᠯᠡᢉᠡ᠂ ᢈᠥᠲᠦᠯᠪᠦᠷᠢ ᠶ᠋ᠢ ᢈᠢᠨᠠᠵᠤ
ᠪᠠᠲᠤᠯᠠᠬᠤ᠂ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠲᠥᠰᠦᠪ ᠦ᠋ᠨ ᠵᠠᠷᠤᠴᠠᠭᠤᠯᠤᠯᠲᠠ ᠳ᠋ᠤ ᢈᠢᠨᠠᠯᠲᠠ
ᠲᠠᠯᠪᠢᠬᠤ᠂ ᠤᠯᠤᠰ ᠤ᠋ᠨ ᠶᠡᢈᠡ ᠬᠤᠷᠠᠯ ᠤ᠋ᠨ ᠴᠢᠭᠤᠯᠭᠠᠨ ᠤ᠋ ᠪᠣᠯᠤᠨ ᠵᠠᠰᠠᠭ ᠤ᠋ᠨ ᠭᠠᠵᠠᠷ ᠤ᠋ᠨ
ᠬᠤᠷᠠᠯᠳᠤᠭᠠᠨ ᠳ᠋ᠤ ᠵᠥᠪᠯᠡᢈᠦ ᠡᠷᢈᠡ ᠲᠡᠢ ᠣᠷᠤᠯᠴᠠᠬᠤ᠂ ᠬᠠᠤᠯᠢ ᠳ᠋ᠤ ᠵᠢᠭᠠᠭᠰᠠᠨ ᠪᠦᠷᠢᠨ ᠡᠷᢈᠡ ᠶ᠋ᠢᠨ
ᠢ᠋ᠶᠡᠨ ᢈᠦᠷᠢᠶᠡᠨ ᠳ᠋ᠦ ᠠᠦ᠋ᠳᠢᠲ᠂ ᠨᠢᠭᠲᠠᠯᠠᠨ ᠪᠣᠳᠤᠬᠤ ᠪᠦᠷᠢᠳᢈᠡᠯ᠂ ᠵᠠᢈᠢᠷᠭᠠ᠂ ᠪᠣᠯᠪᠠᠰᠤᠨ ᢈᠦᠴᠦᠨ᠂
ᠰᠠᠩᢈᠦᠦ ᠶ᠋ᠢᠨ ᠦᠢᠯᠡ ᠠᠵᠢᠯᠯᠠᠭᠠ ᠶ᠋ᠢ ᠴᠢᢉᠯᠡᢉᠦᠯᠵᠦ ᠰᠢᠢᠳᠪᠦᠷᠢ ᠭᠠᠷᠭᠠᠬᠤ ᠦᠨᠳᠦᠰᠦᠨ ᠦ᠋ ᠠᠦ᠋ᠳᠢᠲ
ᠤ᠋ᠨ ᠭᠠᠵᠠᠷ ᠤ᠋ᠨ ᠪᠦᠲᠦᠴᠡ᠂ ᠣᠷᠤᠨ ᠲᠣᠭᠠ ᠶ᠋ᠢ ᠪᠠᠲᠤᠯᠠᠬᠤ᠂ ᠶᠡᠷᠦᠩᢈᠡᠢ ᠠᠦ᠋ᠳᠢᠲ᠋ᠣᠷ ᠤ᠋ᠨ ᠣᠷᠤᠯᠠᠭᠴᠢ
ᠠ᠋ᠴᠠ ᠪᠤᠰᠤᠳ ᠠᠵᠢᠯᠲᠠᠨ ᠢ᠋ ᠠᠵᠢᠯ ᠳ᠋ᠤ ᠠᠪᠬᠤ᠂ ᠠᠯᠪᠠᠨ ᠲᠤᠰᠢᠶᠠᠯ ᠳᠡᠪᠰᠢᢉᠦᠯᢈᠦ᠂ ᠠᠵᠢᠯ ᠠ᠋ᠴᠠ
ᠴᠢᠯᠦᢉᠡᠯᠡᢈᠦ ᠪᠦᠷᠢᠨ ᠡᠷᢈᠡ ᠶ᠋ᠢ ᢈᠡᠷᠡᢉᠵᠢᢉᠦᠯᢈᠦ ᠪᠣᠯᠤᠭᠰᠠᠨ ᠪᠠᠶᠢᠨᠠ᠃
ᠠᠦ᠋ᠳᠢᠲ
ᠤ᠋ᠨ ᠳᠡᢉᠡᠳᠦ ᠪᠠᠶᠢᠭᠤᠯᠤᠯᠭᠠ ᠨᠤᠭᠤᠳ ᠤ᠋ᠨ ᠣᠯᠠᠨ ᠤᠯᠤᠰ ᠤ᠋ᠨ ᠪᠠᠶᠢᠭᠤᠯᠤᠯᠭᠠ ᠶ᠋ᠢᠨ ᠪᠠᠲᠤᠯᠠᠨ
ᠭᠠᠷᠭᠠᠭᠰᠠᠨ ᠣᠯᠠᠨ ᠤᠯᠤᠰ ᠤ᠋ᠨ ᠶᠣᠰᠤ ᠵᠦᠢ ᠶ᠋ᠢᠨ ᠳᠦᠷᠢᠮ ᠦ᠋ᠨ ᠳᠠᠭᠠᠭᠤ ᠮᠣᠩᠭᠣᠯ ᠤᠯᠤᠰ ᠤ᠋ᠨ ᠶᠡᠷᠦᠩᢈᠡᠢ
ᠠᠦ᠋ᠳᠢᠲ᠋ᠣᠷ ᠤ᠋ᠨ ᠒᠐᠐᠓ ᠣᠨ ᠤ᠋ ᠐᠒ ᠳ᠋᠋ᠤᠭᠠᠷ ᠲᠤᠰᠢᠶᠠᠯ ᠢ᠋ᠶᠠᠷ ᠪᠠᠲᠤᠯᠠᠭᠰᠠᠨ ᠲᠥᠷᠦ ᠶ᠋ᠢᠨ ᠠᠦ᠋ᠳᠢᠲ
ᠤ᠋ᠨ ᠪᠠᠶᠢᠭᠤᠯᠤᠯᠭᠠ ᠳ᠋ᠤ ᠠᠵᠢᠯᠯᠠᠭᠰᠠᠳ ᠤ᠋ᠨ ᠶᠣᠰᠤ ᠵᠦᠢ ᠶ᠋ᠢᠨ ᠳᠦᠷᠢᠮ ᠢ᠋ ᠨᠡᠶᠢᠲᠡ ᠠᠵᠢᠯᠯᠠᠭᠰᠠᠳ
ᠳᠠᠭᠠᠵᠤ ᠮᠥᠷᠳᠡᢉᠰᠡᠨ ᠪᠠᠶᠢᠨᠠ᠃ ᠡᠨᠡ ᠨᠢ ᠠᠦ᠋ᠳᠢᠲ᠋ᠣᠷ᠂ ᠰᠢᠨᠵᠢᢉᠡᠴᠢᠳ ᠦ᠋ᠨ ᠶᠣᠰᠤ ᠵᠦᠢ᠂ ᠠᠵᠢᠯ ᠤ᠋ᠨ
ᠬᠠᠷᠢᠭᠤᠴᠠᠯᠭᠠ ᠶ᠋ᠢ ᠳᠡᢉᠡᢉᠰᠢᠯᠡᢉᠦᠯᢈᠦ᠂ ᠲᠡᠳᠡᢉᠡᠷ ᠢ᠋ ᢈᠥᢉᠵᠢᢉᠦᠯᢈᠦ ᠳ᠋ᠦ ᠶᠡᢈᠡᢉᠡᢈᠡᠨ ᠠᠴᠢ
ᠬᠣᠯᠪᠤᠭᠳᠠᠯ ᠥᢉᢉᠦᢉᠰᠡᠨ ᠪᠠᠶᠢᠨᠠ᠃ ᠡᠶᠢᠨ ᢈᠦ ᠮᠠᠨ ᠤ᠋ ᠤᠯᠤᠰ ᠲᠤ ᠵᠥᠪᠯᠡᠯ ᠦ᠋ᠨ ᠲᠣᠭᠲᠠᠯᠴᠠᠭᠠ ᠲᠠᠢ
ᠲᠥᠷᠦ ᠶ᠋ᠢᠨ ᢈᠢᠨᠠᠨ ᠰᠢᠯᠭᠠᠬᠤ ᠬᠣᠷᠢᠶᠠ ᢉᠡᠰᠡᠨ ᠲᠥᠷᠦ ᠶ᠋ᠢᠨ ᠪᠠᠶᠢᠭᠤᠯᠤᠯᠭᠠ ᠠ᠋ᠴᠠ ᠲᠥᠷᠦ ᠶ᠋ᠢᠨ
ᢈᠥᠨᠳᠡᠯᠡᠨ ᠦ᠋ ᢈᠢᠨᠠᠯᠲᠠ ᠶ᠋ᠢᠨ ᠬᠠᠷᠠᠭᠠᠲᠤ ᠪᠤᠰᠤ ᠪᠠᠶᠢᠩᠭᠤ ᠶ᠋ᠢᠨ ᠠᠵᠢᠯᠯᠠᠭᠠ ᠲᠠᠢ ᠦᠨᠳᠦᠰᠦᠨ ᠦ᠋
ᠠᠦ᠋ᠳᠢᠲ ᠤ᠋ᠨ ᠭᠠᠵᠠᠷ ᢉᠡᠰᠡᠨ ᠶᠡᠷᠦᠩᢈᠡᠢ ᠠᠦ᠋ᠳᠢᠲ᠋ᠣᠷ ᠤ᠋ᠨ ᠲᠣᠭᠲᠠᠯᠴᠠᠭᠠᠨ ᠳ᠋ᠤ ᠰᠢᠯᠵᠢᢉᠰᠡᠨ
ᠪᠠᠶᠢᠨᠠ᠃ ᠦᠨᠳᠦᠰᠦᠨ ᠦ᠋ ᠠᠦᠳᠢᠲ ᠤ᠋ᠨ ᠭᠠᠵᠠᠷ ᠤ᠋ᠨ ᢈᠡᠮᠵᠢᠶ ᠡᠨ ᠳ᠋ᠦ ᠒᠐᠐᠓-᠒᠐᠐᠘ ᠣᠨ ᠨᠤᠭᠤᠳ ᠲᠤ
ᠦᠨᠳᠦᠰᠦᠨ ᠦ᠋ ᠰᠲ᠋ᠠᠨ᠋ᠳᠠᠷᠲ ᠪᠣᠯᠬᠤ ᠲᠥᠷᠦ ᠶ᠋ᠢᠨ ᢈᠢᠨᠠᠯᠲᠠ ᠰᠢᠯᠭᠠᠯᠲᠠ ᠶ᠋ᠢᠨ ᠰᠲ᠋ᠠᠨ᠋ᠳᠠᠷᠲ ᠢ᠋
ᢈᠡᠷᠡᢉᠯᠡᢈᠦ ᠠᠷᠭᠠᠴᠢᠯᠠᠭᠰᠠᠨ ᠵᠥᠪᠯᠡᠮᠵᠢ ᠶ᠋ᠢ ᠠᠮᠧᠷᠢ ᠶ᠋ᠢᠨ ᠨᠢᢉᠡᠳᠦᢉᠰᠡᠨ ᠤᠯᠤᠰ ᠤ᠋ᠨ ᠲᠥᠷᠦ ᠶ᠋ᠢᠨ
ᠬᠠᠷᠢᠭᠤᠴᠠᠯᠭᠠ ᠶ᠋ᠢᠨ ᠭᠠᠵᠠᠷ ᠤ᠋ᠨ “ᠶᠡᠷᠦᠩᢈᠡᠢ ᠪᠣᠳᠤᠯᠭᠠ᠂ ᠵᠢᠷᠤᠮ ᠤ᠋ᠨ ᠭᠠᠷ ᠤ᠋ᠨ ᠠᠪᠤᠯᠭᠠ”- ᠢ᠋ ᠠᠰᠢᠭᠯᠠᠭᠰᠠᠨ ᠪᠣᠯᠪᠠᠰᠤᠷᠠᠭᠤᠯᠵᠤ᠂
᠒᠐᠐᠓ ᠣᠨ ᠤ᠋ ᠔ ᠳ᠋ᠦᢉᠡᠷ ᠰᠠᠷᠠ ᠠ᠋ᠴᠠ ᠠᠦᠳᠢᠲ ᠤ᠋ᠨ ᠠᠵᠢᠯ ᠳ᠋ᠤ ᠪᠠᠨ ᠮᠥᠷᠳᠡᠵᠦ ᠡᢈᠢᠯᠡᠵᠡᠢ᠃ ᠮᠥᠨ ᠰᠠᠩᢈᠦᠦ ᠶ᠋ᠢᠨ ᠲᠠᠶᠢᠯᠤᠨ ᠤ᠋ ᠠᠦ᠋ᠳᠢᠲ ᠲᠤ ᠨᠢᠭᠲᠠᠯᠠᠨ
ᠪᠣᠳᠤᠭᠴᠢᠳ ᠤ᠋ᠨ ᠣᠯᠠᠨ ᠤᠯᠤᠰ ᠤ᠋ᠨ ᠬᠣᠯᠪᠤᠭᠠᠨ ᠠ᠋ᠴᠠ ᠒᠐᠐᠓ ᠣᠨ ᠳ᠋ᠤ ᠪᠠᠲᠤᠯᠠᠭᠰᠠᠨ ᠠᠦ᠋ᠳᠢᠲ ᠤ᠋ᠨ ᠣᠯᠠᠨ
ᠤᠯᠤᠰ ᠤ᠋ᠨ ᠰᠲ᠋ᠠᠨ᠋ᠳᠠᠷᠲ ᠢ᠋ ᠨᠡᠪᠲᠡᠷᠡᢉᠦᠯᠦᢉᠰᠡᠨ ᠪᠠᠶᠢᠨᠠ᠃
ᠲᠥᠷᠦ
ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠴᠢᠳᠠᠪᢈᠢ ᠶ᠋ᠢ ᠪᠡᢈᠢᠵᠢᢉᠦᠯᢈᠦ᠂ ᠠᠦ᠋ᠳᠢᠲ ᠤ᠋ᠨ ᠣᠯᠠᠨ ᠤᠯᠤᠰ
ᠤ᠋ᠨ ᠰᠲ᠋ᠠᠨ᠋ᠳᠠᠷᠲ ᠠᠷᠭᠠ ᠵᠦᠢ ᠶ᠋ᠢ ᠨᠡᠪᠲᠡᠷᠡᢉᠦᠯᢈᠦ ᠳ᠋ᠦ ᠣᠯᠠᠨ ᠤᠯᠤᠰ ᠤ᠋ᠨ ᠪᠠᠶᠢᠭᠤᠯᠤᠯᠭᠠ᠂
ᠬᠠᠨᠳᠢᠪᠯᠠᠭᠴᠢ ᠣᠷᠤᠨ ᠤ᠋ ᠰᠠᠩᢈᠦᠦ ᠶ᠋ᠢᠨ ᠲᠤᠰᠠᠯᠠᠮᠵᠢ ᠶᠡᢈᠡᢈᠡᠨ ᠬᠤᠪᠢ ᠨᠡᠮᠡᠷᠢ ᠣᠷᠤᠭᠤᠯᠵᠤ ᠢᠷᠡᢉᠰᠡᠨ
ᠶᠤᠮ᠃
ᠦᠨᠳᠦᠰᠦᠨ
ᠦ᠋ ᠠᠦᠳᠢᠲ ᠤ᠋ᠨ ᠭᠠᠵᠠᠷ ᠤ᠋ᠨ ᢈᠡᠮᠵᠢᠶ ᠡᠨ ᠳ᠋ᠦ ᠒᠐᠐᠓-᠒᠐᠐᠘ ᠣᠨ ᠨᠤᠭᠤᠳ ᠲᠤ ᠦᠨᠳᠦᠰᠦᠨ ᠦ᠋
ᠰᠲ᠋ᠠᠨ᠋ᠳᠠᠷᠲ ᠪᠣᠯᠬᠤ ᠲᠥᠷᠦ ᠶ᠋ᠢᠨ ᢈᠢᠨᠠᠯᠲᠠ ᠰᠢᠯᠭᠠᠯᠲᠠ ᠶ᠋ᠢᠨ ᠰᠲ᠋ᠠᠨ᠋ᠳᠠᠷᠲ ᠢ᠋ ᢈᠡᠷᠡᢉᠯᠡᢈᠦ
ᠠᠷᠭᠠᠴᠢᠯᠠᠭᠰᠠᠨ ᠵᠥᠪᠯᠡᠮᠵᠢ ᠶ᠋ᠢ ᠠᠮᠧᠷᠢ ᠶ᠋ᠢᠨ ᠨᠢᢉᠡᠳᠦᢉᠰᠡᠨ ᠤᠯᠤᠰ ᠤ᠋ᠨ ᠲᠥᠷᠦ ᠶ᠋ᠢᠨ ᠬᠠᠷᠢᠭᠤᠴᠠᠯᠭᠠ
ᠶ᠋ᠢᠨ ᠭᠠᠵᠠᠷ ᠤ᠋ᠨ “ᠶᠡᠷᠦᠩᢈᠡᠢ
ᠪᠣᠳᠤᠯᠭᠠ᠂ ᠵᠢᠷᠤᠮ ᠤ᠋ᠨ ᠭᠠᠷ ᠤ᠋ᠨ ᠠᠪᠤᠯᠭᠠ”- ᠢ᠋ ᠠᠰᠢᠭᠯᠠᠭᠰᠠᠨ ᠪᠣᠯᠪᠠᠰᠤᠷᠠᠭᠤᠯᠵᠤ᠂
᠒᠐᠐᠓ ᠣᠨ ᠤ᠋ ᠔ ᠳ᠋ᠦᢉᠡᠷ ᠰᠠᠷᠠ ᠠ᠋ᠴᠠ ᠠᠦᠳᠢᠲ ᠤ᠋ᠨ ᠠᠵᠢᠯ ᠳ᠋ᠤ ᠪᠠᠨ ᠮᠥᠷᠳᠡᠵᠦ ᠡᢈᠢᠯᠡᠵᠡᠢ᠃ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠴᠢᠳᠠᠪᢈᠢ
ᠶ᠋ᠢ ᠪᠡᢈᠢᠵᠢᢉᠦᠯᢈᠦ᠂ ᠠᠦ᠋ᠳᠢᠲ ᠤ᠋ᠨ ᠣᠯᠠᠨ ᠤᠯᠤᠰ ᠤ᠋ᠨ ᠰᠲ᠋ᠠᠨ᠋ᠳᠠᠷᠲ ᠠᠷᠭᠠ ᠵᠦᠢ ᠶ᠋ᠢ ᠨᠡᠪᠲᠡᠷᠡᢉᠦᠯᢈᠦ
ᠳ᠋ᠦ ᠣᠯᠠᠨ ᠤᠯᠤᠰ ᠤ᠋ᠨ ᠪᠠᠶᠢᠭᠤᠯᠤᠯᠭᠠ᠂ ᠬᠠᠨᠳᠢᠪᠯᠠᠭᠴᠢ ᠣᠷᠤᠨ ᠤ᠋ ᠰᠠᠩᢈᠦᠦ ᠶ᠋ᠢᠨ ᠲᠤᠰᠠᠯᠠᠮᠵᠢ
ᠶᠡᢈᠡᢈᠡᠨ ᠬᠤᠪᠢ ᠨᠡᠮᠡᠷᠢ ᠣᠷᠤᠭᠤᠯᠵᠤ ᠢᠷᠡᢉᠰᠡᠨ ᠶᠤᠮ᠃