ᠰᠠᠩᢈᠦᠦ
ᠶ᠋ᠢᠨ ᠪᠣᠯᠤᠨ ᢉᠦᠢᠴᠡᠳᢈᠡᠯ ᠦ᠋ᠨ ᠠᠦ᠋ᠳᠢᠲ ᠤ᠋ᠨ ᠭᠠᠵᠠᠷ ᠤ᠋ᠳ ᠲᠤ ᠮᠡᠷᢉᠡᠵᠢᠯ ᠠᠷᠭᠠ ᠵᠦᠢ ᠶ᠋ᠢᠨ ᠵᠥᠪᠯᠡᠯ
ᠪᠠᠶᠢᠭᠤᠯᠵᠤ᠂ ᠠᠷᠭᠠ ᠵᠦᠢᠴᠢ ᠣᠷᠤᠨ ᠲᠣᠭᠠ ᠶ᠋ᠢ ᠨᠡᠮᠡᠵᠦ ᠪᠤᠢ ᠪᠣᠯᠭᠠᠵᠡᠢ᠃ ᠮᠥᠨ ᠰᠠᠩᢈᠦᠦ ᠶ᠋ᠢᠨ
ᠠᠦ᠋ᠳᠢᠲ ᠤ᠋ᠨ ᠭᠠᠵᠠᠷ ᠤ᠋ᠨ ᠪᠠᠭ ᠤ᠋ᠨ ᠲᠣᠭᠠ ᠶ᠋ᠢ ᠨᠢᢉᠡ ᠪᠡᠷ ᠨᠡᠮᠡᠵᠦ ᠔ ᠪᠠᠭ ᠲᠠᠢ᠂ ᢉᠦᠢᠴᠡᠳᢈᠡᠯ ᠦ᠋ᠨ
ᠠᠦ᠋ᠳᠢᠲ ᠤ᠋ᠨ ᠭᠠᠵᠠᠷ ᠤ᠋ᠨ ᠪᠠᠭ ᠤ᠋ᠨ ᠲᠣᠭᠠ ᠶ᠋ᠢ ᠬᠣᠶᠠᠷ ᠢ᠋ᠶᠠᠷ ᠨᠡᠮᠡᠵᠦ ᠕ ᠪᠠᠭ ᠲᠠᠢ ᠲᠤᠰ ᠲᠤᠰ
ᠪᠣᠯᠭᠠᠭᠰᠠᠨ ᠪᠠᠶᠢᠨᠠ᠃ ᠪᠣᠳᠤᠯᠭᠠ ᠶ᠋ᠢᠨ ᠭᠠᠵᠠᠷ
ᠢ᠋ ᠰᠤᠳᠤᠯᠭᠠ᠂ ᠰᠢᠨᠵᠢᠯᠡᢉᠡᠨ ᠦ᠋ ᠭᠠᠵᠠᠷ ᠪᠣᠯᠭᠠᠨ ᠨᠡᠷᠡ ᠶ᠋ᠢ ᠨᠢ ᠥᢉᠡᠷᠡᠴᠢᠯᠡᢉᠰᠡᠨ
ᠪᠠᠶᠢᠨᠠ᠃ ᠣᠷᠤᠨ ᠨᠤᠲᠤᠭ ᠤ᠋ᠨ ᠠᠦᠳᠢᠲ ᠤ᠋ᠨ ᠭᠠᠵᠠᠷ
ᠤ᠋ᠳ ᠒᠐᠐᠙-᠒᠐᠑᠒ ᠣᠨ ᠳ᠋ᠤ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠵᠣᢈᠢᠶᠠᠨ ᠪᠠᠶᠢᠭᠤᠯᠤᠯᠲᠠ ᠶ᠋ᠢᠨ
ᠪᠦᠲᠦᠴᠡ ᠶ᠋ᠢᠨ ᠳᠠᠭᠠᠭᠤ᠂ ᠠᠦ᠋ᠳᠢᠲ᠋ᠣᠷ᠂ ᠰᠢᠨᠵᠢᢉᠡᠴᠢᠳ ᠢ᠋ᠢᠡᠨ ᠰᠠᠩᢈᠦᠦ ᠶ᠋ᠢᠨ ᠠᠦ᠋ᠳᠢᠲ ᠪᠣᠯᠤᠨ
ᢉᠦᠢᠴᠡᠳᢈᠡᠯ ᠦ᠋ᠨ ᠠᠦ᠋ᠳᠢᠲ ᠤ᠋ᠨ ᠴᠢᢉᠯᠡᠯ ᠢ᠋ᠶᠡᠷ ᠳᠠᠩᠨᠠᠨ ᠠᠵᠢᠯᠯᠠᠭᠤᠯᠬᠤ ᠪᠠᠷ ᠪᠦᠲᠦᠴᠡ ᠪᠡᠨ
ᠥᢉᠡᠷᠡᠴᠢᠯᠡᠨ ᠵᠣᢈᠢᠶᠠᠨ ᠪᠠᠶᠢᠭᠤᠯᠵᠡᠢ᠃
᠒᠐᠐᠙-᠒᠐᠑᠒
ᠣᠨ ᠳ᠋ᠤ ᠮᠣᠩᠭᠣᠯ ᠤ᠋ᠨ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠠᠦ᠋ᠳᠢᠲ ᠤ᠋ᠨ ᠳᠡᢉᠡᠳᠦ
ᠪᠠᠶᠢᠭᠤᠯᠤᠯᠭᠠ ᠶ᠋ᠢᠨ ᠥᠨᠳᠦᠷ ᠲᠦᠪᠰᠢᠨ ᠦ᠋ ᠬᠤᠷᠠᠯ᠂ ᠰᠧᠮᠢᠨᠠᠷ ᠤ᠋ᠳ ᠲᠤ ᠣᠷᠤᠯᠴᠠᠭᠠᠳ ᠵᠣᠭᠰᠤᠬᠤ ᠦᢉᠡᠢ᠂
ᠲᠡᠳᠡᢉᠡᠷ ᠦ᠋ᠨ ᠰᠣᠩᠭᠤᠭᠤᠯᠢᠲᠤ ᠪᠠᠶᠢᠭᠤᠯᠤᠯᠭᠠ ᠶ᠋ᠢᠨ ᠠᠵᠢᠯ ᠳ᠋ᠤ ᠢᠳᠡᠪᢈᠢᠲᠡᠢ ᠬᠠᠮᠲᠤᠷᠠᠨ ᠠᠵᠢᠯᠯᠠᠵᠤ
ᠢᠷᠡᢉᠰᠡᠨ ᠪᠠᠶᠢᠨᠠ᠃ ᠮᠥᠨ ᠬᠠᠮᠲᠤ ᠶ᠋ᠢᠨ
ᠠᠵᠢᠯᠯᠠᠭᠠ᠂ ᠲᠣᠭᠲᠠᠭᠠᠭᠰᠠᠨ ᠣᠷᠤᠨ ᠨᠤᠭᠤᠳ ᠲᠠᠢ ᠬᠠᠮᠲᠤᠷᠠᠨ ᠠᠵᠢᠯᠯᠠᠬᠤ ᠲᠤᠬᠠᠢ ᠬᠠᠷᠢᠯᠴᠠᠨ
ᠣᠶᠢᠯᠠᠭᠠᠯᠴᠠᠯ ᠤ᠋ᠨ ᠰᠠᠨᠠᠮᠵᠢ ᠪᠢᠴᠢᢉ ᠦ᠋ᠨ ᢈᠦᠷᠢᠶᠡᠨ ᠳ᠋ᠦ ᠬᠣᠶᠠᠷ ᠤᠯᠤᠰ ᠤ᠋ᠨ ᠲᠥᠷᠦ ᠶ᠋ᠢᠨ ᠠᠦ᠋ᠳᠢᠲ
ᠤ᠋ᠨ ᠪᠠᠶᠢᠭᠤᠯᠤᠯᠭᠠ ᠨᠤᠭᠤᠳ ᠤ᠋ᠨ ᠴᠠᠭᠠᠰᠢᠳᠠ ᠶ᠋ᠢᠨ ᠬᠠᠮᠲᠤ ᠶ᠋ᠢᠨ ᠠᠵᠢᠯᠯᠠᠭᠠᠨ ᠤ᠋ ᠴᠢᢉᠯᠡᠯ ᠢ᠋
ᠲᠣᠳᠤᠷᠬᠠᠶᠢᠯᠠᠬᠤ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢ ᠲᠥᠯᠦᠪᠰᠢᢉᠦᠯᢈᠦ ᠳ᠋ᠦ ᠠᠴᠢ
ᠬᠣᠯᠪᠤᠭᠳᠠᠯ ᠲᠠᠢ ᠠᠷᠭᠠ ᢈᠡᠮᠵᠢᠶᠡ ᠪᠣᠯᠵᠡᠢ᠃
ᠲᠥᠷᠦ
ᠶ᠋ᠢᠨ ᠠᠦ᠋ᠳᠢᠲ ᠤ᠋ᠨ ᠲᠤᠬᠠᠢ ᠬᠠᠤᠯᠢ ᠶ᠋ᠢ ᢈᠡᠷᠡᢉᠵᠢᢉᠦᠯᢈᠦ ᠠᠵᠢᠯ ᠤ᠋ᠨ ᢈᠦᠷᠢᠶ ᠡᠨ ᠳ᠋ᠦ ᠦᠨᠳᠦᠰᠦᠨ ᠦ᠋
ᠠᠦᠳᠢᠲ ᠤ᠋ᠨ ᠭᠠᠵᠠᠷ ᠒᠐᠐᠙- ᠒᠐᠑᠒ ᠣᠨ ᠨᠤᠭᠤᠳ ᠲᠤ ᠠᠦ᠋ᠳᠢᠲ ᠤ᠋ᠨ ᠰᠢᠨᠡ ᢈᠡᠯᠪᠡᠷᠢ ᠨᠦ᠋ᢉᠦᠳ ᠢ᠋
ᠲᠥᠯᠦᠪᠰᠢᢉᠦᠯᢈᠦ᠂ ᠠᠦ᠋ᠳᠢᠲ ᠤ᠋ᠨ ᠣᠯᠠᠨ ᠤᠯᠤᠰ ᠤ᠋ᠨ ᠰᠲ᠋ᠠᠨ᠋ᠳᠠᠷᠲ ᠢ᠋ ᠴᠠᠭᠠᠰᠢᠳᠠ ᢈᠡᠷᠡᢉᠵᠢᠯᠲᠡ ᠶ᠋ᠢ
ᠬᠠᠩᠭᠠᠬᠤ ᠳ᠋ᠤ ᠴᠢᢉᠯᠡᢉᠳᠡᢉᠰᠡᠨ ᠣᠯᠠᠨ ᠠᠷᠭᠠ ᠵᠦᠢ ᠶ᠋ᠢ ᠰᠢᠨᠡᠴᠢᠯᠡᠨ ᠪᠣᠯᠪᠠᠰᠤᠷᠠᠭᠤᠯᠵᠤ᠂ ᠲᠡᢉᠦᠨ ᠢ᠋
ᢈᠡᠷᠡᢉᠵᠢᢉᠦᠯᢈᠦ ᠳ᠋ᠦ ᠶᠡᢈᠡᢈᠡᠨ ᠠᠩᠬᠠᠷᠴᠤ ᠠᠵᠢᠯᠯᠠᠵᠤ ᠢᠷᠡᢉᠰᠡᠨ ᠪᠠᠶᠢᠨᠠ᠃ ᠮᠣᠩᠭᠣᠯ ᠤᠯᠤᠰ ᠤ᠋ᠨ ᠦᠨᠳᠦᠰᠦᠨ ᠦ᠋ ᠠᠦ᠋ᠳᠢᠲ ᠤ᠋ᠨ ᠭᠠᠵᠠᠷ
ᠤ᠋ᠨ ᢉᠦᠢᠴᠡᠳᢈᠡᠯ ᠦ᠋ᠨ ᠠᠦ᠋ᠳᠢᠲ ᠤ᠋ᠨ ᠦᠢᠯᠡ ᠠᠵᠢᠯᠯᠠᠭᠠ ᠨᠢ ᠣᠯᠠᠨ ᠤᠯᠤᠰ ᠤ᠋ᠨ ᠰᠲ᠋ᠠᠨ᠋ᠳᠠᠷᠲ ᠲᠤ
ᠨᠡᠶᠢᠴᠡᠵᠦ ᠪᠠᠶᠢᠭᠠ ᠡᠰᠡᢈᠦ᠂ ᠲᠥᠷᠦ᠂ ᠵᠠᠰᠠᠭ ᠤ᠋ᠨ ᠦᠢᠯᠡ ᠠᠵᠢᠯᠯᠠᠭᠠᠨ ᠤ᠋ ᠲᠠᠯᠠᠭᠠᠷᢈᠢ ᠬᠠᠷᠠᠭᠠᠲᠤ
ᠪᠤᠰᠤ᠂ ᠪᠣᠳᠠᠲᠠᠢ᠂ᠨᠠᠶᠢᠳᠠᠪᠤᠷᠢᠲᠠᠢ᠂ ᠠᠰᠢᠭ ᠲᠤᠰᠠᠲᠠᠢ ᠮᠡᠳᠡᢉᠡᠯᠡᠯ ᠢ᠋ᠶᠡᠷ ᠤᠯᠤᠰ ᠤ᠋ᠨ ᠶᠡᢈᠡ ᠬᠤᠷᠠᠯ
ᠢ᠋ ᠬᠠᠩᠭᠠᠵᠤ ᠴᠢᠳᠠᠵᠤ ᠪᠠᠶᠢᠭᠠ ᠡᠰᠡᢈᠦ ᠪᠡᠨ ᠦᠨᠡᠯᠡᢉᠦᠯᢈᠦ ᠵᠣᠷᠢᠯᠭᠠ ᠪᠠᠷ ᠨᠣᠷᠸᠧᢉᠢ ᠶ᠋ᠢᠨ
ᠶᠡᠷᠦᠩᢈᠡᠢ ᠠᠦᠳᠢᠲ᠋ᠤᠷ ᠤ᠋ᠨ ᠭᠠᠵᠠᠷ ᠤ᠋ᠨ ᠳᠡᠮᠵᠢᠯᢉᠡ ᠲᠡᠢ ᠪᠡᠷ “ᠤᠳᠤᠷᠢᠳᠤᠯᠭᠠ ᠶ᠋ᠢᠨ
ᢈᠥᢉᠵᠢᠯ”
ᠲᠥᠰᠦᠯ ᠢ᠋ ᠒᠐᠑᠐ ᠣᠨ ᠳ᠋ᠤ ᢈᠡᠷᠡᢉᠵᠢᢉᠦᠯᠦᢉᠰᠡᠨ ᠪᠠᠶᠢᠨᠠ᠃