3 сарын 26 , Пүрэв гараг
|

᠒᠐᠑᠒-᠒᠐᠑᠖ ᠣᠨ

2025-05-27 — ᠲᠡᠦᢈᠡᠨ ᠲᠣᠪᠴᠢᠶ᠎ᠠ
ᠲᠥᠷᠦ ᠶ᠋ᠢᠨ ᠠᠦᠳᠢᠲ ᠤ᠋ᠨ ᠲᠣᠭᠲᠠᠯᠴᠠᠭᠠᠨ ᠤ᠋ ᠰᠢᠨᠡᠴᠢᠯᠡᠯᠲᠡ ᠤᠯᠤᠰ ᠤ᠋ᠨ ᠶᠡᢈᠡ ᠬᠤᠷᠠᠯ ᠤ᠋ᠨ ᠒᠐᠑᠒ ᠣᠨ ᠤ᠋ ᠑᠐ ᠳ᠋ᠤᠭᠠᠷ ᠰᠠᠷ᠎ᠠ ᠶ᠋ᠢᠨ ᠑᠑-ᠨᠢ ᠡᠳᠦᠷ ᠦ᠋ᠨ ᠔᠖ ᠳ᠋᠋ᠤᠭᠠᠷ ᠲᠣᠭᠲᠠᠭᠠᠯ ᠢ᠋ᠶᠠᠷ ᠮᠣᠩᠭᠣᠯ ᠤᠯᠤᠰ ᠤ᠋ᠨ ᠶᠡᠷᠦᠩᢈᠡᠢ ᠠᠦ᠋ᠳᠢᠲ᠋ᠣᠷ ᠢ᠋ᠶᠠᠷ ᠠᠶᠤᠷ ᠤ᠋ᠨ ᠵᠠᠩᠭᠤᠳ ᠢ᠋ ᠲᠣᠮᠢᠯᠠᠪᠠ᠃ ᠲᠥᠷᠦ ᠶ᠋ᠢᠨ ᠠᠦ᠋ᠳᠢᠲ ᠤ᠋ᠨ ᠲᠤᠬᠠᠢ ᠬᠠᠤᠯᠢ ᠒᠐᠐᠓ ᠣ

᠒᠐᠑᠒-᠒᠐᠑᠖ ᠣᠨ ᠳ᠋ᠤ ᠲᠥᠷᠦ ᠶ᠋ᠢᠨ ᠠᠦ᠋ᠳᠢᠲ ᠤ᠋ᠨ ᠪᠡᠶ᠎ᠡ ᠳᠠᠭᠠᠭᠠᠭᠰᠠᠨ ᠬᠠᠷᠠᠭᠠᠲᠤ ᠪᠤᠰᠤ ᠪᠠᠶᠢᠳᠠᠯ ᠢ᠋ ᠬᠠᠩᠭᠠᠵᠤ᠂ᠦᠢᠯᠡ ᠠᠵᠢᠯᠯᠠᠭᠠᠨ ᠤ᠋ ᠦᠷ᠎ᠡ ᠨᠥᠯᠦᢉᠡ᠂ ᠦᠷ᠎ᠡ ᠳ᠋ᠦᠩ᠂ ᠦᠷ᠎ᠡ ᠠᠰᠢᠭ ᠢ᠋ ᠳᠡᢉᠡᢉᠰᠢᠯᠡᢉᠦᠯᢈᠦ ᠪᠣᠳᠤᠯᠭ᠎ᠠ᠂ᠵᠣᠷᠢᠯᠲᠠ ᠪᠠᠨ ᠲᠣᠳᠤᠷᠬᠠᠶᠢᠯᠠᠵᠤ᠂ ᠲᠡᢉᠦᠨ ᠳ᠋ᠦ ᠨᠡᠶᠢᠴᠡᢉᠦᠯᠦᠨ ᠲᠥᠷᠦ ᠶ᠋ᠢᠨ ᠠᠦ᠋ᠳᠢᠲ ᠲᠤ ᠬᠠᠤᠯᠢ᠂ ᠡᠷᢈᠡ ᠵᠦᠢ ᠶ᠋ᠢᠨ᠂ ᠮᠡᠷᢉᠡᠵᠢᠯ᠂ ᠠᠷᠭ᠎ᠠ ᠵᠦᠢ ᠶ᠋ᠢᠨ ᠪᠣᠯᠤᠨ ᠲᠣᠭᠲᠠᠯᠴᠠᠭ᠎ᠠ᠂ ᠵᠣᢈᠢᠶᠠᠨ ᠪᠠᠶᠢᠭᠤᠯᠤᠯᠲᠠ ᠶ᠋ᠢᠨ ᠳᠠᠷᠠᠭᠠᢈᠢ ᠲᠣᠮᠤᠬᠠᠨ ᠥᢉᠡᠷᠡᠴᠢᠯᠡᠯᠲᠡ᠂ ᠰᠢᠨᠡᠴᠢᠯᠡᠯ ᠢ᠋ ᢈᠢᢉᠰᠡᠨ ᠪᠠᠶᠢᠨ᠎ᠠ᠃

ᠬᠠᠤᠯᠢ ᠡᠷᢈᠡ ᠵᠦᠢ ᠶ᠋ᠢᠨ ᠪᠣᠯᠤᠨ ᠲᠣᠭᠲᠠᠯᠴᠠᠭᠠᠨ ᠤ᠋ ᠰᠢᠨᠡᠴᠢᠯᠡᠯ: ᠲᠥᠷᠦ ᠶ᠋ᠢᠨ ᠠᠦ᠋ᠳᠢᠲ ᠤ᠋ᠨ ᠲᠤᠬᠠᠢ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ ᠣᠷᠤᠭᠤᠯᠬᠤ ᠲᠤᠬᠠᠢ ᠬᠠᠤᠯᠢ ᠶ᠋ᠢ ᠒᠐᠑᠓ ᠣᠨ ᠤ᠋ ᠑᠑ ᠳ᠋ᠦ᠋ᢉᠡᠷ ᠰᠠᠷ᠎ᠠ ᠶ᠋ᠢᠨ ᠑᠙-ᠨᠢᢉᠡ ᠡᠳᠦᠷ ᠤᠯᠤᠰ ᠤ᠋ᠨ ᠶᠡᢈᠡ ᠬᠤᠷᠠᠯ ᠢ᠋ᠶᠠᠷ ᠪᠠᠲᠤᠯᠠᠭᠤᠯᠪᠠ᠃  ᠨᠡᠮᠡᠯᠲᠡ᠂ ᠥᢉᠡᠷᠡᠴᠢᠯᠡᠯᠲᠡ ᠣᠷᠤᠭᠤᠯᠤᠭᠰᠠᠨ ᠲᠥᠷᠦ ᠶ᠋ᠢᠨ ᠠᠦ᠋ᠳᠢᠲ ᠤ᠋ᠨ ᠲᠤᠬᠠᠢ ᠬᠠᠤᠯᠢ ᠳ᠋ᠤ ᠨᠡᠶᠢᠴᠡᢉᠦᠯᠦᠨ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭ᠎ᠠ ᠶ᠋ᠢᠨ ᠦᠢᠯᠡ ᠠᠵᠢᠯᠯᠠᠭ᠎ᠠ ᠶ᠋ᠢ ᠵᠣᢈᠢᠴᠠᠭᠤᠯᠳᠠᠭ ᠬᠣᠯᠪᠤᠭᠳᠠᠬᠤ ᠪᠦᢈᠦ ᠡᠷᢈᠡ ᠵᠦᠢ ᠶ᠋ᠢᠨ ᠠᠻᠲ ᠤ᠋ᠳ ᠢ᠋ ᠥᢉᠡᠷᠡᠴᠢᠯᠡᠨ ᠰᠢᠨᠡᠴᠢᠯᠡᠵᠦ᠂ ᠒᠐᠑᠔ ᠣᠨ ᠤ᠋ ᠑ ᠳ᠋ᠦ᠋ᢉᠡᠷ ᠰᠠᠷ᠎ᠠ ᠶ᠋ᠢᠨ ᠑-ᠨᠡᢉᠡᠰᠦ ᠬᠠᠤᠯᠢ ᠡᠷᢈᠡ ᠵᠦᠢ ᠶ᠋ᠢᠨ ᠰᠢᠨ᠎ᠡ ᠣᠷᠴᠢᠨ ᠳ᠋ᠤ ᠰᠢᠯᠵᠢᠵᠦ ᠠᠵᠢᠯᠯᠠᠪᠠ᠃

ᠬᠠᠤᠯᠢ ᠡᠷᢈᠡ ᠵᠦᠢ ᠶ᠋ᠢᠨ ᠡᠨᠡ ᢈᠦ ᠥᢉᠡᠷᠡᠴᠢᠯᠡᠯᠲᠡ ᠶ᠋ᠢᠨ ᠳ᠋ᠦᠩ ᠳ᠋ᠦ ᠲᠥᠷᠦ ᠶ᠋ᠢᠨ ᠠᠦ᠋ᠳᠢᠲ ᠲᠤ ᠪᠡᠶ᠎ᠡ ᠳᠠᠭᠠᠭᠠᠭᠰᠠᠨ ᠬᠠᠷᠠᠭᠠᠲᠤ ᠪᠤᠰᠤ ᠪᠠᠶᠢᠳᠠᠯ ᠢ᠋ ᠬᠠᠩᠭᠠᠬᠤ ᠳ᠋ᠤ ᠴᠢᢉᠯᠡᢉᠰᠡᠨ ᠲᠣᠭᠲᠠᠯᠴᠠᠭ᠎ᠠ ᠶ᠋ᠢᠨ ᠪᠣᠯᠤᠨ ᠮᠧᠨᠧᠵᠮᠧᠨ᠋ᠲ ᠦ᠋ᠨ ᠲᠣᠮᠤᠬᠠᠨ ᠰᠢᠨᠡᠴᠢᠯᠡᠯ ᢈᠢᢉᠳᠡᢉᠰᠡᠨ ᠶᠤᠮ᠃  ᠲᠡᠳᠡᢉᠡᠷ ᠢ᠋ ᠲᠣᠶᠢᠮᠤᠯᠠᠨ ᠠᠪᠴᠤ ᠦᠵᠡᠪᠡᠯ: ᠲᠥᠷᠦ ᠶ᠋ᠢᠨ ᠠᠦ᠋ᠳᠢᠲ ᠢ᠋ ᠴᠢᢉᠯᠡᠯ ᠦ᠋ᠨ ᠪᠣᠰᠤᠭ᠎ᠠ ᠱᠤᠭᠤᠮᠠᠨ ᠤᠳᠤᠷᠢᠳᠤᠯᠭ᠎ᠠ ᠲᠠᠢ ᠲᠣᠭᠲᠠᠯᠴᠠᠭᠠᠨ ᠳ᠋ᠤ ᠰᠢᠯᠵᠢᢉᠦᠯᠵᠦ᠂ ᢉᠦᠢᠴᠡᠳᢈᠡᢈᠦ ᠠᠦ᠋ᠳᠢᠲ ᠤ᠋ᠨ ᠰᠡᠳᠦᠪ ᠢ᠋ ᠪᠣᠯᠤᠨ ᠠᠦ᠋ᠳᠢᠲ ᢈᠢᢈᠦ ᠰᠠᠩᢈᠦᠦ ᠶ᠋ᠢᠨ ᠨᠥᢉᠡᠴᠡ ᠶ᠋ᠢᠨ ᠲᠥᠰᠦᠪ ᠢ᠋ ᢈᠢᠨᠠᠵᠤ ᠪᠠᠲᠤᠯᠠᠬᠤ᠂ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭ᠎ᠠ ᠶ᠋ᠢᠨ ᠪᠦᠲᠦᠴᠡ ᠶ᠋ᠢᠨ ᠶᠡᠷᠦᠩᢈᠡᠢ ᠪᠦᠳᠦᢉᠦᠪᠴᠢ᠂ ᠣᠷᠤᠨ ᠲᠣᠭᠠᠨ ᠤ᠋ ᠳᠡᢉᠡᠳᠦ ᢈᠢᠵᠠᠭᠠᠷ ᠢ᠋ ᠲᠣᠭᠲᠠᠭᠠᠬᠤ᠂ ᠰᠠᠩᢈᠦᠦ ᠶ᠋ᠢᠨ ᠪᠣᠯᠤᠨ ᠦᠢᠯᠡ ᠠᠵᠢᠯᠯᠠᠭᠠᠨ ᠤ᠋ ᠲᠠᠶᠢᠯᠤᠨ ᠢ᠋ ᢈᠡᠯᠡᠯᠴᠡᠵᠦ᠂ ᠳ᠋ᠦᠩᠨᠡᢈᠦ ᠡᠷᢈᠡ ᠮᠡᠳᠡᠯ ᠢ᠋ ᠵᠥᠪᢈᠡᠨ ᠤᠯᠤᠰ ᠤ᠋ᠨ ᠶᠡᢈᠡ ᠬᠤᠷᠠᠯ ᠤ᠋ᠨ ᠲᠥᠰᠦᠪ ᠦ᠋ᠨ ᠪᠠᠶᠢᠩᠭᠤ ᠶ᠋ᠢᠨ ᠬᠣᠷᠢᠶᠠᠨ ᠳ᠋ᠤ ᠬᠠᠷᠢᠭᠤᠴᠠᠭᠤᠯᠤᠭᠰᠠᠨ ᠬᠠᠤᠯᠢ ᠶ᠋ᠢᠨ ᠵᠣᢈᠢᠴᠠᠭᠤᠯᠤᠯᠲᠠ ᠲᠠᠢ ᠪᠣᠯᠪᠠ᠃  ᠢᠩᢉᠢᢉᠰᠡᠨ ᠢ᠋ᠶᠡᠷ ᠲᠤᠰ ᠪᠠᠶᠢᠩᠭᠤ ᠶ᠋ᠢᠨ ᠬᠣᠷᠢᠶ᠎ᠠ ᠲᠥᠷᠦ ᠶ᠋ᠢᠨ ᠠᠦ᠋ᠳᠢᠲ ᠤ᠋ᠨ ᠬᠠᠷᠠᠭᠠᠲᠤ ᠪᠤᠰᠤ ᠪᠠᠶᠢᠳᠠᠯ ᠢ᠋ ᠬᠠᠩᠭᠠᠬᠤ ᠪᠠᠲᠤᠯᠠᠭ᠎ᠠ ᠪᠣᠯᠵᠤ᠂ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠤᠯᠤᠰ ᠲᠥᠷᠦ ᠶ᠋ᠢᠨ ᠪᠣᠯᠤᠨ ᠰᠠᠩᢈᠦᠦ ᠶ᠋ᠢᠨ ᠬᠠᠷᠠᠭᠠᠲᠤ ᠪᠤᠰᠤ ᠪᠠᠶᠢᠳᠠᠯ ᠢ᠋ ᠡᠷᠡᠰ ᠰᠠᠶᠢᠵᠢᠷᠠᠭᠤᠯᠬᠤ ᠬᠠᠤᠯᠢ ᠡᠷᢈᠡ ᠵᠦᠢ ᠶ᠋ᠢᠨ ᠣᠷᠴᠢᠨ ᠪᠦᠷᠢᠳᠦᢉᠰᠡᠨ ᠪᠠᠶᠢᠨ᠎ᠠ᠃

ᠮᠥᠨ ᠨᠡᠶᠢᠰᠯᠡᠯ᠂ ᠠᠶᠢᠮᠠᠭ ᠤ᠋ᠨ ᠠᠦ᠋ᠳᠢᠲ ᠤ᠋ᠨ ᠪᠠᠶᠢᠭᠤᠯᠤᠯᠭ᠎ᠠ ᠨᠤᠭᠤᠳ ᠢ᠋ ᠲᠥᠷᠦ ᠶ᠋ᠢᠨ ᠠᠦ᠋ᠳᠢᠲ ᠤ᠋ᠨ ᠪᠦᠲᠦᠴᠡ ᠶ᠋ᠢᠨ ᠪᠣᠰᠤᠭ᠎ᠠ ᠤᠳᠤᠷᠢᠳᠤᠯᠭ᠎ᠠ ᠳ᠋ᠤ ᠪᠦᠷᠢᠨ ᠰᠢᠯᠵᠢᢉᠦᠯᠵᠦ᠂ ᠲᠥᠰᠦᠪ ᠢ᠋ ᠨᠢ ᠶᠡᠷᠦᠩᢈᠡᠢ ᠠᠦ᠋ᠳᠢᠲ᠋ᠣᠷ ᠤ᠋ᠨ ᠲᠥᠰᠦᠪ ᠦ᠋ᠨ ᠪᠠᠭᠴᠠ ᠳ᠋ᠤ ᠬᠠᠷᠢᠶᠠᠯᠠᠭᠤᠯᠤᠨ ᠤᠯᠤᠰ ᠤ᠋ᠨ ᠲᠥᠰᠦᠪ ᠡᠴᠡ ᠰᠠᠩᢈᠦᠵᠢᢉᠦᠯᠵᠦ ᠡᢈᠢᠯᠡᠪᠡ᠃  ᠦᠨᠳᠦᠰᠦᠨ ᠦ᠋ ᠠᠦ᠋ᠳᠢᠲ ᠤ᠋ᠨ ᠭᠠᠵᠠᠷ ᠲᠤ ᠪᠦᠲᠦᠴᠡ ᠶ᠋ᠢᠨ ᠰᠢᠨᠡᠴᠢᠯᠡᠯ ᢈᠢᠵᠦ᠂ ᠠᠦ᠋ᠳᠢᠲ ᠤ᠋ᠨ ᠮᠡᠷᢉᠡᠵᠢᠯ ᠦ᠋ᠨ ᠬᠠᠮᠲᠤ ᠶ᠋ᠢᠨ ᠤᠳᠤᠷᠢᠳᠤᠯᠭ᠎ᠠ ᠶ᠋ᠢ ᠡᠷᢈᠢᠯᠡᢉᠰᠡᠨ ᠠᠦ᠋ᠳᠢᠲ ᠤ᠋ᠨ ᠵᠥᠪᠯᠡᠯ ᠪᠠᠶᠢᠭᠤᠯᠵᠤ᠂ ᠦᠢᠯᠡ ᠠᠵᠢᠯᠯᠠᠭ᠎ᠠ ᠶ᠋ᠢ ᠨᠢ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠳᠡᠳ᠋ ᠳᠠᠷᠤᠭ᠎ᠠ ᠳ᠋ᠤ᠂ ᠮᠥᠨ ᠲᠥᠷᠦ ᠶ᠋ᠢᠨ ᠠᠦ᠋ᠳᠢᠲ ᠤ᠋ᠨ ᠰᠢᠰᠲ᠋ᠧᠮ ᠦ᠋ᠨ ᠰᠠᠩᢈᠦᠦ᠂ ᠵᠣᢈᠢᠶᠠᠨ ᠪᠠᠶᠢᠭᠤᠯᠤᠯᠲᠠ᠂ ᠮᠧᠨᠧᠵᠮᠧᠨ᠋ᠲ ᠦ᠋ᠨ ᠬᠠᠮᠲᠤ ᠶ᠋ᠢᠨ ᠤᠳᠤᠷᠢᠳᠤᠯᠭ᠎ᠠ ᠶ᠋ᠢ ᠡᠷᢈᠢᠯᠡᢉᠰᠡᠨ ᠤᠳᠤᠷᠢᠳᠬᠤ ᠵᠥᠪᠯᠡᠯ ᠪᠠᠶᠢᠭᠤᠯᠵᠤ᠂ ᠦᠶᠢᠯᠡ ᠠᠵᠢᠯᠯᠠᠭ᠎ᠠ ᠶ᠋ᠢ ᠨᠢ ᠶᠡᠷᠦᠩᢈᠡᠢ ᠮᠧᠨᠧᠵᠧᠷ ᠲᠦ ᠲᠤᠰ ᠲᠤᠰ ᠬᠠᠷᠢᠭᠤᠴᠠᠭᠤᠯᠪᠠ᠃  ᠠᠦ᠋ᠳᠢᠲ ᠤ᠋ᠨ ᠭᠤᠷᠪᠠᠨ ᠲᠥᠷᠦᠯ ᠢ᠋ᠶᠡᠷ ᠳᠠᠩᠨᠠᠭᠰᠠᠨ ᢉᠦᠢᠴᠡᠳᢈᠡᠯ ᠦ᠋ᠨ᠂ ᠰᠠᠩᢈᠦᠦ ᠶ᠋ᠢᠨ᠂ ᠨᠡᠶᠢᠴᠡᠯ ᠦ᠋ᠨ ᠠᠦ᠋ᠳᠢᠲ ᠤ᠋ᠨ ᠮᠡᠷᢉᠡᠵᠢᠯ ᠦ᠋ᠨ ᠭᠠᠵᠠᠷ ᠤ᠋ᠳ ᠢ᠋ ᠦᠨᠳᠦᠰᠦᠨ ᠦ᠋ ᠠᠦ᠋ᠳᠢᠲ ᠤ᠋ᠨ ᠭᠠᠵᠠᠷ ᠲᠤ ᠪᠠᠶᠢᠭᠤᠯᠵᠤ᠂ ᠣᠷᠤᠨ ᠨᠤᠲᠤᠭ ᠤ᠋ᠨ ᠠᠦ᠋ᠳᠢᠲ ᠤ᠋ᠨ ᠪᠠᠶᠢᠭᠤᠯᠤᠯᠭ᠎ᠠ ᠨᠤᠭᠤᠳ ᠲᠠᠢ ᠴᠢᢉ ᠡᢉᠦᠷᢉᠡ ᠶ᠋ᠢᠨ ᠱᠤᠭᠤᠮᠠᠨ ᠬᠣᠯᠪᠤᠭ᠎ᠠ ᠲᠠᠢ ᠪᠣᠯᠭᠠᠪᠠ᠃  ᠤᠯᠠᠮ ᠢ᠋ᠶᠠᠷ ᠪᠦᠲᠦᠴᠡ ᠶ᠋ᠢᠨ ᠨᠢᢉᠡᠴᠡ ᢈᠡᠯᠪᠡᠷᠢ ᠲᠡᠢ ᠠᠦ᠋ᠳᠢᠲ ᠤ᠋ᠨ ᠪᠠᠭ ᠤ᠋ᠳ ᠢ᠋ ᠥᢉᠡᠷᠡᠴᠢᠯᠡᠵᠦ᠂ ᠨᠢᢉᠡ ᠲᠥᠷᠦᠯ ᠢ᠋ᠶᠡᠷ ᠳᠠᠩᠨᠠᠭᠰᠠᠨ ᠪᠣᠯᠤᠨ ᢉᠦᠢᠴᠡᠳᢈᠡᠯ᠂ ᠨᠡᠶᠢᠴᠡᠯ᠂ ᠰᠠᠩᢈᠦᠦ ᠶ᠋ᠢᠨ ᠲᠠᠶᠢᠯᠤᠨ ᠤ᠋ ᠬᠠᠮᠲᠤᠷᠠᠭᠰᠠᠨ ᠢᠵᠢ ᠪᠦᠷᠢᠨ ᠠᠦ᠋ᠳᠢᠲ ᢈᠢᢈᠦ᠂ ᠨᠡᠶᠢᠰᠯᠡᠯ᠂ ᠠᠶᠢᠮᠠᠭ ᠤ᠋ᠨ ᠠᠵᠢᠯᠲᠠᠨ ᠨᠤᠭᠤᠳ ᠢ᠋ᠶᠠᠨ ᠲᠠᠲᠠᠨ ᠣᠷᠤᠯᠴᠠᠭᠤᠯᠵᠤ ᠥᠷᢉᠡᠳᢈᠡᢉᠰᠡᠨ ᠪᠦᠷᠢᠯᠳᠦᢈᠦᠨ ᠲᠡᠢ ᠲᠣᠮᠤᠬᠠᠨ ᠠᠦ᠋ᠳᠢᠲ ᠤ᠋ᠨ ᠪᠠᠭ ᠪᠦᠷᠢᠳᠦᢉᠦᠯᠵᠦ ᠠᠵᠢᠯᠯᠠᠭᠤᠯᠬᠤ ᠪᠣᠯᠤᠮᠵᠢ ᠲᠠᠢ ᠪᠣᠯᠪᠠ᠃  ᠡᠨᠡ ᠪᠦᢈᠦᠨ ᠦ᠋ ᠳ᠋ᠦᠩ ᠳ᠋ᠦ ᠦᠨᠳᠦᠰᠦᠨ ᠦ᠋ ᠠᠦᠳᠢᠲ ᠤ᠋ᠨ ᠭᠠᠵᠠᠷ ᠢ᠋ ᠲᠥᠷᠦ ᠶ᠋ᠢᠨ ᠠᠦᠳᠢᠲ ᠤ᠋ᠨ ᠰᠢᠰᠲ᠋ᠧᠮ ᠦ᠋ᠨ ᠳᠡᢉᠡᠳᠦ ᠪᠠᠶᠢᠭᠤᠯᠤᠯᠭ᠎ᠠ ᠶ᠋ᠢᠨ ᠰᠲ᠋ᠠᠲ᠋ᠦ᠋ᠰ-ᠲᠥ ᠪᠦᠷᠢᠨ ᠰᠢᠯᠵᠢᢉᠦᠯᠵᠦ᠂ ᠶᠡᠷᠦᠩᢈᠡᠢ ᠠᠦ᠋ᠳᠢᠲ᠋ᠣᠷ ᠲᠥᠷᠦ ᠶ᠋ᠢᠨ ᠠᠦ᠋ᠳᠢᠲ ᠢ᠋ ᠨᠢᢉᠡᠳᠦᠮᠡᠯ ᠪᠣᠳᠤᠯᠭ᠎ᠠ᠂ ᠤᠳᠤᠷᠢᠳᠤᠯᠭ᠎ᠠ ᠪᠠᠷ ᠬᠠᠩᠭᠠᠵᠤ᠂ᠪᠦᠷᠢᠨ ᠡᠷᢈᠡ ᠪᠡᠨ ᢈᠡᠷᠡᢉᠵᠢᢉᠦᠯᢈᠦ᠂ ᠤᠯᠠᠮ ᠢ᠋ᠶᠠᠷ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭ᠎ᠠ ᠶ᠋ᠢᠨ ᠬᠠᠷᠠᠭᠠᠲᠤ ᠪᠤᠰᠤ ᠪᠠᠶᠢᠳᠠᠯ ᠢ᠋ ᠬᠠᠮᠠᠭᠠᠯᠠᠬᠤ ᠪᠠᠲᠤᠯᠠᠭ᠎ᠠ ᠪᠣᠯᠵᠤ ᠠᠵᠢᠯᠯᠠᠬᠤ ᠨᠥᢈᠦᠴᠡᠯ ᠪᠣᠯᠤᠮᠵᠢ ᠶ᠋ᠢ ᠪᠦᠷᠢᠳᠦᢉᠦᠯᠪᠡ᠃

 

Loading...