ᠦᠨᠳᠦᠰᠦᠨ
ᠦ᠋ ᠠᠦ᠋ᠳᠢᠲ ᠤ᠋ᠨ ᠭᠠᠵᠠᠷ ᠤ᠋ᠨ ᠪᠦᠲᠦᠴᠡ ᠵᠣᢈᠢᠶᠠᠨ ᠪᠠᠶᠢᠭᠤᠯᠤᠯᠲᠠ᠂ ᠴᠢᢉ ᠡᢉᠦᠷᢉᠡ᠂ ᠣᠷᠤᠨ ᠲᠣᠭᠠᠨ ᠳ᠋ᠤ
ᠥᢉᠡᠷᠡᠴᠢᠯᠡᠯᠲᠡ ᠣᠷᠤᠭᠰᠠᠨ ᠲᠠᠢ ᠬᠣᠯᠪᠤᠭᠳᠠᠭᠤᠯᠵᠤ᠂ ᠮᠣᠩᠭᠤᠯ ᠤᠯᠤᠰ ᠤ᠋ᠨ ᠶᠡᠷᠦᠩᢈᠡᠢ ᠠᠦᠳᠢᠲ᠋ᠤᠷ ᠤ᠋ᠨ
᠒᠐᠑᠗ ᠣᠨ ᠤ᠋ ᠐᠕ ᠳ᠋ᠤᠭᠠᠷ ᠰᠠᠷᠠ ᠶ᠋ᠢᠨ ᠑᠐- ᠤ᠋ ᠡᠳᠦᠷ ᠦ᠋ᠨ ᠠ/᠘᠔ ᠳ᠋᠋ᠦ᠋ᢉᠡᠷ ᠲᠤᠰᠢᠶᠠᠯ ᠢ᠋ᠶᠠᠷ
ᠦᠨᠳᠦᠰᠦᠨ ᠦ᠋ ᠠᠦᠳᠢᠲ ᠤ᠋ᠨ ᠭᠠᠵᠠᠷ ᠤ᠋ᠨ ᠪᠦᠲᠦᠴᠡ᠂ ᠵᠣᢈᠢᠶᠠᠨ ᠪᠠᠶᠢᠭᠤᠯᠤᠯᠲᠠ᠂ ᠪᠦᠲᠦᠴᠡ ᠶ᠋ᠢᠨ ᠨᠢᢉᠡᠴᠡ
ᠨᠦ᠋ᢉᠦᠳ ᠦ᠋ᠨ ᠴᠢᢉ ᠡᢉᠦᠷᢉᠡ᠂ ᠦᠢᠯᠡ ᠠᠵᠢᠯᠯᠠᠭᠠᠨ ᠤ᠋ ᠴᠢᢉᠯᠡᠯ᠂ ᠣᠷᠤᠨ ᠲᠣᠭᠠ᠂ ᠠᠯᠪᠠᠨ ᠲᠤᠰᠢᠶᠠᠯ ᠤ᠋ᠨ
ᠵᠢᠭᠰᠠᠭᠠᠯᠲᠠ ᠶ᠋ᠢ ᠰᠢᠨᠡᠴᠢᠯᠡᠨ ᠪᠠᠲᠤᠯᠠᠵᠤ᠂ ᠮᠥᠷᠳᠡᢉᠰᠡᠨ ᠪᠠᠶᠢᠨᠠ᠃ ᠶᠣᠰᠤ ᠵᠦᠢ ᠶ᠋ᠢᠨ ᠵᠥᠪᠯᠡᠯ ᠨᠢ
ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠶᠣᠰᠤ ᠵᠦᠢ ᠶ᠋ᠢᠨ ᠳᠦᠷᠢᠮ ᠢ᠋ ᠰᠢᠨᠡᠴᠢᠯᠡᢈᠦ᠂
ᠪᠣᠯᠪᠠᠰᠤᠷᠠᠩᠭᠤᠢ ᠪᠣᠯᠭᠠᠬᠤ ᠴᠢᢉᠯᠡᠯ ᠢ᠋ᠶᠡᠷ ᠰᠠᠨᠠᠯ ᠪᠣᠯᠪᠠᠰᠤᠷᠠᠭᠤᠯᠬᠤ᠂ ᠲᠥᠷᠦ ᠶ᠋ᠢᠨ ᠠᠦ᠋ᠳᠢᠲ ᠤ᠋ᠨ
ᠪᠠᠶᠢᠭᠤᠯᠤᠯᠭᠠ ᠶ᠋ᠢᠨ ᠠᠵᠢᠯᠲᠠᠨ ᠤ᠋ ᠶᠣᠰᠤ ᠵᠦᠢ ᠶ᠋ᠢᠨ ᠳᠦᠷᠢᠮ ᠦ᠋ᠨ ᢈᠡᠷᠡᢉᠵᠢᠯᠲᠡ ᠳ᠋ᠦ ᢈᠢᠨᠠᠯᠲᠠ
ᠲᠠᠯᠪᠢᠬᠤ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠠᠵᠢᠯᠲᠠᠨ ᠤ᠋ ᠶᠣᠰᠤ ᠵᠦᠢ ᠶ᠋ᠢᠨ
ᠵᠥᠷᠢᠴᠡᠯ ᠲᠡᠢ ᠬᠣᠯᠪᠤᠭᠠᠲᠠᠢ ᠮᠡᠳᠡᢉᠡᠯᠡᠯ ᠦ᠋ᠨ ᠮᠥᠷ ᠢ᠋ᠶᠡᠷ ᠰᠢᠯᠭᠠᠯᠲᠠ ᢈᠢᠵᠦ᠂ ᠳ᠋ᠦᠩᠨᠡᠯᠲᠡ
ᠭᠠᠷᠭᠠᠬᠤ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠠᠵᠢᠯᠲᠠᠨ ᠨᠤᠭᠤᠳ ᠲᠤ ᠶᠣᠰᠤ ᠵᠦᠢ ᠶ᠋ᠢᠨ
ᠰᠤᠷᠭᠠᠯᠲᠠ ᠶᠠᠪᠤᠭᠤᠯᠬᠤ ᠴᠢᢉ ᠡᢉᠦᠷᢉᠡ ᠶ᠋ᠢ ᠡᢉᠦᠷᢉᠡ ᠶ᠋ᠢ ᢈᠡᠷᠡᢉᠵᠢᢉᠦᠯᠵᠦ ᠠᠵᠢᠯᠯᠠᠭᠰᠠᠨ᠃
ᠠᠦ᠋ᠳᠢᠲ
ᠤ᠋ᠨ ᠢᠷᢉᠡᠨ ᠦ᠋ ᠲᠠᠩᢈᠢᠮ ᠨᠢ ᠶᠡᠷᠦᠩᢈᠡᠢ ᠠᠦ᠋ᠳᠢᠲ᠋ᠣᠷ ᠤ᠋ᠨ ᠳᠡᠷᢉᠡᠳᠡ ᠣᠷᠤᠨ ᠲᠣᠭᠠᠨ ᠤ᠋ ᠪᠤᠰᠤ ᠙
ᢈᠦᠮᠦᠨ ᠦ᠋ ᠪᠦᠷᠢᠯᠳᠦᢈᠦᠨ ᠲᠡᠢ ᠪᠠᠶᠢᠬᠤ ᠪᠥᢉᠡᠳ ᠲᠡᠳᠡᢉᠡᠷ ᠢ᠋ ᠶᠡᠷᠦᠩᢈᠡᠢ ᠠᠦ᠋ᠳᠢᠲ᠋ᠣᠷ ᠲᠣᠮᠢᠯᠠᠵᠤ᠂
ᠴᠢᠯᠦᢉᠡᠯᠡᠨᠡ᠃ ᠴᠢᠨᠠᠷ ᠤ᠋ᠨ ᠪᠠᠲᠤᠯᠠᠭᠠᠵᠢᠭᠤᠯᠤᠯᠲᠠ
ᠶ᠋ᠢᠨ ᠠᠯᠪᠠ ᠨᠢ ᠦᠶᠢᠯᠡ ᠠᠵᠢᠯᠯᠠᠭᠠᠨ ᠳ᠋ᠤ ᠪᠠᠨ ᠮᠣᠩᠭᠣᠯ ᠤᠯᠤᠰ ᠤ᠋ᠨ ᠶᠡᠷᠦᠩᢈᠡᠢ ᠠᠦᠳᠢᠲ᠋ᠤᠷ ᠤ᠋ᠨ ᠒᠐᠑᠔
ᠣᠨ ᠤ᠋ ᠗᠗ ᠳ᠋ᠤᠭᠠᠷ ᠲᠤᠰᠢᠶᠠᠯ ᠢ᠋ᠶᠠᠷ ᠪᠠᠲᠤᠯᠠᠭᠰᠠᠨ ᠠᠦᠳᠢᠲ ᠤ᠋ᠨ ᠴᠢᠨᠠᠷ ᠤ᠋ᠨ ᠪᠠᠲᠤᠯᠠᠭᠠᠵᠢᠭᠤᠯᠤᠯᠲᠠ
ᠶ᠋ᠢᠨ ᠵᠢᠷᠤᠮ ᠢ᠋ ᠪᠠᠷᠢᠮᠲᠠᠯᠠᠵᠤ ᠠᠵᠢᠯᠯᠠᠵᠤ ᠪᠠᠶᠢᠭᠰᠠᠨ᠃
ᠳᠣᠲᠤᠭᠠᠳᠤ ᠠᠦ᠋ᠳᠢᠲ ᠤ᠋ᠨ ᠠᠯᠪᠠ ᠨᠢ ᠦᠢᠯᠡ ᠠᠵᠢᠯᠯᠠᠭᠠᠨ ᠳ᠋᠋ᠠᠭᠠᠨ ᠮᠣᠩᠭᠣᠯ ᠤᠯᠤᠰ ᠤ᠋ᠨ
ᠶᠡᠷᠦᠩᢈᠡᠢ ᠠᠦ᠋ᠳᠢᠲ᠋ᠣᠷ ᠤ᠋ᠨ ᠒᠐᠑᠔ ᠣᠨ ᠤ᠋ ᠑᠙ ᠳ᠋᠋ᠦ᠋ᢉᠡᠷ ᠲᠤᠰᠢᠶᠠᠯ ᠢ᠋ᠶᠠᠷ ᠪᠠᠲᠤᠯᠠᠭᠰᠠᠨ ᠲᠥᠷᠦ
ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠳᠣᠲᠤᠭᠠᠳᠤ ᠠᠦᠳᠢᠲ ᠤ᠋ᠨ ᠳᠦᠷᠢᠮ ᠢ᠋ ᠪᠠᠷᠢᠮᠲᠠᠯᠠᠵᠤ
ᠠᠵᠢᠯᠯᠠᠵᠤ ᠪᠠᠶᠢᠭᠰᠠᠨ᠃
ᠪᠣᠳᠤᠯᠭᠠ᠂
ᠲᠥᠯᠦᠪᠯᠡᠯᠲᠡ ᠶ᠋ᠢᠨ ᠭᠠᠵᠠᠷ ᠨᠢ ᠶᠡᠷᠦᠩᢈᠡᠢ ᠠᠦ᠋ᠳᠢᠲ᠋ᠣᠷ ᠤ᠋ᠨ ᠲᠥᠷᠦ ᠶ᠋ᠢᠨ ᠠᠦ᠋ᠳᠢᠲ ᠤ᠋ᠨ
ᠲᠥᠷᠦᠯᠵᠢᢉᠰᠡᠨ ᠪᠠᠶᠢᠭᠤᠯᠤᠯᠭᠠ ᠨᠤᠭᠤᠳ ᠢ᠋ ᠬᠠᠷᠢᠭᠤᠴᠠᠭᠰᠠᠨ ᠣᠷᠤᠯᠠᠭᠴᠢ ᠶ᠋ᠢᠨ ᠰᠢᠭᠤᠳ ᠤᠳᠤᠷᠢᠳᠤᠯᠭᠠ
ᠳᠣᠣᠷᠠ ᠦᠢᠯᠡ ᠠᠵᠢᠯᠯᠠᠭᠠ ᠶᠠᠪᠤᠭᠤᠯᠬᠤ ᠪᠥᢉᠡᠳ ᠲᠥᠷᠦ ᠶ᠋ᠢᠨ ᠠᠦ᠋ᠳᠢᠲ ᠤ᠋ᠨ ᠲᠥᠷᠦᠯᠵᠢᢉᠰᠡᠨ ᠪᠣᠯᠤᠨ
ᠣᠷᠤᠨ ᠨᠤᠲᠤᠭ ᠤ᠋ᠨ ᠪᠠᠶᠢᠭᠤᠯᠤᠯᠭᠠ ᠶ᠋ᠢ ᠮᠡᠷᢉᠡᠵᠢᠯ᠂ ᠠᠷᠭᠠ ᠵᠦᠢ ᠶ᠋ᠢᠨ ᠤᠳᠤᠷᠢᠳᠤᠯᠭᠠ ᠪᠠᠷ
ᠬᠠᠩᠭᠠᠬᠤ ᠵᠣᠷᠢᠯᠭᠠ ᠪᠠᠷ ᠠᠦ᠋ᠳᠢᠲ ᠤ᠋ᠨ ᠤᠳᠤᠷᠢᠳᠤᠯᠭᠠ᠂ ᠵᠣᢈᠢᠶᠠᠨ ᠪᠠᠶᠢᠭᠤᠯᠤᠯᠲᠠ᠂ ᠦᠢᠯᠡ
ᠠᠵᠢᠯᠯᠠᠭᠠᠨ ᠤ᠋ ᠠᠰᠠᠭᠤᠳᠠᠯ ᠢ᠋ᠶᠠᠷ ᠰᠤᠳᠤᠯᠭᠠ ᢈᠢᠵᠦ᠂ ᠰᠠᠨᠠᠯ ᠪᠡᠯᠡᠳᢈᠡᢈᠦ ᠪᠠ ᠠᠦ᠋ᠳᠢᠲ ᠤ᠋ᠨ
ᠰᠲ᠋ᠠᠨ᠋ᠳᠠᠷᠲ᠂ ᠳᠦᠷᠢᠮ᠂ ᠵᠢᠷᠤᠮ᠂ ᠵᠢᠭᠠᠪᠤᠷᠢ᠂ ᠠᠷᠭᠠᠴᠢᠯᠠᠯ ᠪᠣᠯᠪᠠᠰᠤᠷᠠᠭᠤᠯᠬᠤ ᠦᠨᠳᠦᠰᠦᠨ ᠴᠢᢉ ᠡᢉᠦᠷᢉᠡ
ᠶ᠋ᠢ ᢈᠡᠷᠡᢉᠵᠢᢉᠦᠯᠦᠨ ᠠᠵᠢᠯᠯᠠᠵᠤ ᠪᠠᠶᠢᠯᠠ᠃
ᠰᠠᠩᢈᠦᠦ ᠶ᠋ᠢᠨ ᠠᠦ᠋ᠳᠢᠲ ᠤ᠋ᠨ ᠭᠠᠵᠠᠷ ᠨᠢ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠠᠦ᠋ᠳᠢᠲ
ᢈᠢᢈᠦ ᠪᠦᠷᠢᠨ ᠡᠷᢈᠡ ᠶ᠋ᠢᠨ ᢈᠦᠷᠢᠶᠡᠨ ᠳ᠋ᠦ ᠰᠠᠩᢈᠦᠦ ᠶ᠋ᠢᠨ ᠲᠠᠶᠢᠯᠤᠨ ᠤ᠋ ᠠᠦ᠋ᠳᠢᠲ ᢈᠢᠵᠦ᠂ᠰᠢᠯᠭᠠᠭᠳᠠᠭᠴᠢ
ᠪᠠᠶᠢᠭᠤᠯᠤᠯᠭᠠ ᠶ᠋ᠢᠨ ᠰᠠᠩᢈᠦᠦ ᠶ᠋ᠢᠨ ᠲᠠᠶᠢᠯᠤᠨ᠂ ᠰᠠᠩᢈᠦᠦ ᠶ᠋ᠢᠨ ᠪᠠᠶᠢᠳᠠᠯ᠂ ᠦᠢᠯᠡ ᠠᠵᠢᠯᠯᠠᠭᠠᠨ ᠤ᠋
ᠦᠷᠡ ᠳ᠋ᠦᠩ ᠪᠣᠯᠤᠨ ᠮᠥᠩᢉᠦᠨ ᢉᠦᠢᠯᢉᠡᢉᠡ ᠶ᠋ᠢ ᠨᠢᠭᠲᠠᠯᠠᠨ ᠪᠣᠳᠤᠬᠤ ᠪᠦᠷᠢᠳᢈᠡᠯ ᠦ᠋ᠨ ᠨᠡᠶᠢᠲᠡ ᠪᠡᠷ
ᢈᠦᠯᠢᠶᠡᠨ ᠵᠥᠪᠰᠢᠶᠡᠷᠡᢉᠰᠡᠨ ᠵᠠᠷᠴᠢᠮ ᠤ᠋ᠳ᠂ ᠨᠢᠭᠲᠠᠯᠠᠨ ᠪᠣᠳᠤᠬᠤ ᠪᠦᠷᠢᠳᢈᠡᠯ ᠦ᠋ᠨ ᠣᠯᠠᠨ ᠤᠯᠤᠰ ᠤ᠋ᠨ
ᠪᠣᠯᠤᠨ ᠦᠨᠳᠦᠰᠦᠨ ᠦ᠋ ᠰᠲ᠋ᠠᠨ᠋ᠳᠠᠷᠲ ᠲᠤ ᠨᠡᠶᠢᠴᠡᢉᠦᠯᠦᠨ ᠦᠨᠡᠨ ᠵᠥᠪ ᠭᠠᠷᠭᠠᠭᠰᠠᠨ ᠡᠰᠡᢈᠦ ᠲᠠᠯᠠᠭᠠᠷ
ᠳ᠋ᠦᠩᠨᠡᠯᠲᠡ ᠭᠠᠷᠭᠠᠵᠤ᠂ ᠪᠠᠲᠤᠯᠠᠭᠠᠵᠢᠭᠤᠯᠬᠤ ᠦᠨᠳᠦᠰᠦᠨ ᠴᠢᢉ ᠡᢉᠦᠷᢉᠡ ᠶ᠋ᠢ ᢈᠡᠷᠡᢉᠵᠢᢉᠦᠯᠵᠦ ᠠᠵᠢᠯᠯᠠᠵᠤ
ᠪᠠᠶᠢᠵᠡᠢ᠃
ᢉᠦᠢᠴᠡᠳᢈᠡᠯ
ᠦ᠋ᠨ ᠠᠦ᠋ᠳᠢᠲ ᠤ᠋ᠨ ᠭᠠᠵᠠᠷ ᠨᠢ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠠᠦ᠋ᠳᠢᠲ ᢈᠢᢈᠦ ᠪᠦᠷᠢᠨ ᠡᠷᢈᠡ
ᠶ᠋ᠢᠨ ᢈᠦᠷᠢᠶᠡᠨ ᠳ᠋ᠦ ᢉᠦᠢᠴᠡᠳᢈᠡᠯ ᠦ᠋ᠨ ᠠᠦ᠋ᠳᠢᠲ ᢈᠢᠵᠦ᠂ ᠰᠢᠯᠭᠠᠭᠳᠠᠭᠴᠢ ᠪᠠᠶᠢᠭᠤᠯᠤᠯᠭᠠ ᠴᠢᢉ ᠡᢉᠦᠷᢉᠡ
ᠪᠡᠨ ᢈᠡᠷᠡᢉᠵᠢᢉᠦᠯᢈᠦ ᠳ᠋ᠦ ᠪᠡᠨ ᠥᠪᠡᠷ ᠦ᠋ᠨ ᠨᠥᢉᠡᠴᠡ ᠶ᠋ᠢ ᢈᠡᠷᢈᠢᠨ ᠠᠷᠪᠢᠴᠢ ᢈᠢᠮᠠᠭᠠᠴᠢ᠂ᠦᠷᠡ
ᠠᠰᠢᠭᠲᠠᠢ ᠪᠥᢉᠡᠳ ᠦᠷᠡ ᠨᠥᠯᠦᢉᠡ ᠲᠡᠢ ᠠᠰᠢᠭᠯᠠᠵᠤ ᠪᠠᠶᠢᠭᠠᠳ ᠳ᠋ᠦᠩᠨᠡᠯᠲᠡ᠂ ᠭᠠᠷᠭᠠᠵᠤ᠂ ᠵᠥᠪᠯᠡᠮᠵᠢ
ᠥᢉᢈᠦ ᠦᠨᠳᠦᠰᠦᠨ ᠴᠢᢉ ᠡᢉᠦᠷᢉᠡ ᢈᠡᠷᠡᢉᠵᠢᢉᠦᠯᠦᠨ ᠠᠵᠢᠯᠯᠠᠵᠤ ᠪᠠᠶᠢᠭᠰᠠᠨ᠃ ᠨᠡᠶᠢᠴᠡᠯ ᠦ᠋ᠨ ᠠᠦ᠋ᠳᠢᠲ ᠤ᠋ᠨ ᠭᠠᠵᠠᠷ ᠨᠢ ᠦᠨᠳᠦᠰᠦᠨ ᠦ᠋
ᠠᠦ᠋ᠳᠢᠲ ᠤ᠋ᠨ ᠭᠠᠵᠠᠷ ᠤ᠋ᠨ ᠠᠦ᠋ᠳᠢᠲ ᢈᠢᢈᠦ ᠪᠦᠷᠢᠨ ᠡᠷᢈᠡ ᠶ᠋ᠢᠨ ᢈᠦᠷᠢᠶᠡᠨ ᠳ᠋ᠦ ᠨᠡᠶᠢᠴᠡᠯ ᠦ᠋ᠨ ᠠᠦ᠋ᠳᠢᠲ
ᢈᠢᠵᠦ᠂ ᠬᠠᠤᠯᠢ ᠲᠣᠭᠲᠠᠭᠠᠮᠵᠢ᠂ ᠨᠡᠶᠢᠲᠡ ᠪᠡᠷ ᠳᠠᠭᠠᠵᠤ ᠮᠥᠷᠳᠡᢈᠦ ᠡᠷᢈᠡ ᠵᠦᠢ ᠶ᠋ᠢᠨ ᠠᠻᠲ ᠢ᠋ᠶᠠᠷ
ᠲᠣᠭᠲᠠᠭᠠᠭᠰᠠᠨ ᠱᠠᠭᠠᠷᠳᠠᠯᠭᠠ ᠶ᠋ᠢᠨ ᢈᠡᠷᠡᢉᠵᠢᠯᠲᠡ ᠳ᠋ᠦ ᠳ᠋ᠦᠩᠨᠡᠯᠲᠡ ᠭᠠᠷᠭᠠᠬᠤ ᠦᠨᠳᠦᠰᠦᠨ ᠴᠢᢉ
ᠡᢉᠦᠷᢉᠡ ᠶ᠋ᠢ ᢈᠡᠷᠡᢉᠵᠢᢉᠦᠯᠵᠡᠢ᠃
ᠲᠥᠷᠦ
ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᢈᠡᠮᠵᠢᠶᠡᠨ ᠳ᠋ᠦ ᠲᠥᠷᠦ ᠶ᠋ᠢᠨ ᠠᠦ᠋ᠳᠢᠲ ᠤ᠋ᠨ ᠲᠤᠬᠠᠢ ᠬᠠᠤᠯᠢ
ᠪᠣᠯᠤᠨ ᠲᠥᠷᠦ ᠶ᠋ᠢᠨ ᠠᠯᠪᠠᠨ ᠤ᠋ ᠲᠤᠬᠠᠢ ᠬᠠᠤᠯᠢ ᠶ᠋ᠢᠨ ᢈᠡᠷᠡᢉᠵᠢᠯᠲᠡ ᠶ᠋ᠢ ᠬᠠᠩᠭᠠᠵᠤ᠂ ᠲᠥᠷᠦ ᠶ᠋ᠢᠨ
ᠠᠦ᠋ᠳᠢᠲ ᠤ᠋ᠨ ᠪᠠᠶᠢᠭᠤᠯᠤᠯᠭᠠ ᠶ᠋ᠢᠨ ᠢᠯᠡ ᠲᠣᠳᠤ ᠨᠡᢉᠡᢉᠡᠯᠲᠡᠲᠡᠢ᠂ ᠰᠢᠳᠤᠷᠭᠤ ᠪᠠᠶᠢᠳᠠᠯ᠂ ᠲᠥᠷᠦ ᠶ᠋ᠢᠨ
ᠠᠯᠪᠠᠨ ᠤ᠋ ᠰᠲ᠋ᠠᠨ᠋ᠳᠠᠷᠲ ᠢ᠋ ᢈᠡᠷᠡᢉᠵᠢᢉᠦᠯᢈᠦ ᢈᠦᠷᠢᠶᠡᠨ ᠳ᠋ᠦ ᠲᠥᠷᠦ ᠶ᠋ᠢᠨ ᠠᠦ᠋ᠳᠢᠲ ᠤ᠋ᠨ
ᠪᠠᠶᠢᠭᠤᠯᠤᠯᠭᠠ ᠶ᠋ᠢᠨ ᠦᠢᠯᠡ ᠠᠵᠢᠯᠯᠠᠭᠠ ᠶ᠋ᠢ ᠵᠣᢈᠢᠴᠠᠭᠤᠯᠤᠭᠰᠠᠨ ᠮᠣᠩᠭᠣᠯ ᠤᠯᠤᠰ ᠤ᠋ᠨ ᠶᠡᠷᠦᠩᢈᠡᠢ
ᠠᠦ᠋ᠳᠢᠲ᠋ᠣᠷ ᠤ᠋ᠨ ᠳᠡᠷᢉᠡᠳᠡ ᠰᠣᠩᠭᠤᠨ ᠰᠢᠯᠭᠠᠷᠠᠭᠤᠯᠤᠯᠲᠠ ᠶ᠋ᠢᠨ ᠻᠣᠮᠢᠰᠰ ᠠᠵᠢᠯᠯᠠᠭᠤᠯᠵᠤ᠂ ᠠᠵᠢᠯᠯᠠᠬᠤ
ᠵᠢᠷᠤᠮ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠤᠳᠤᠷᠢᠳᠬᠤ ᠪᠣᠯᠤᠨ ᢉᠦᠢᠴᠡᠳᢈᠡᢈᠦ ᠠᠯᠪᠠᠨ
ᠲᠤᠰᠢᠶᠠᠯ ᠳ᠋ᠤ ᠲᠣᠮᠢᠯᠠᠭᠳᠠᠬᠤ ᠠᠵᠢᠯᠲᠠᠨ ᠢ᠋ ᠰᠣᠩᠭᠤᠨ ᠰᠢᠯᠭᠠᠷᠠᠭᠤᠯᠬᠤ ᠵᠢᠷᠤᠮ᠂ ᠲᠥᠷᠦ ᠶ᠋ᠢᠨ ᠠᠦ᠋ᠳᠢᠲ
ᠤ᠋ᠨ ᠪᠠᠶᠢᠭᠤᠯᠤᠯᠭᠠ ᠶ᠋ᠢᠨ ᠤᠳᠤᠷᠢᠳᠬᠤ ᠪᠣᠯᠤᠨ ᢉᠦᠢᠴᠡᠳᢈᠡᢈᠦ ᠠᠯᠪᠠᠨ ᠲᠤᠰᠢᠶᠠᠯ ᠳ᠋ᠤ ᠠᠩᠬᠠ ᠣᠷᠤᠬᠤ
ᠳ᠋ᠤ ᠮᠡᠷᢉᠡᠰᠢᠯ ᠦ᠋ᠨ ᠰᠢᠯᠭᠠᠯᠲᠠ ᠠᠪᠬᠤ ᠵᠢᠷᠤᠮ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠳ᠋ᠤ
ᠠᠩᠬᠠ ᠣᠷᠤᠬᠤ ᠳ᠋ᠤ ᠠᠪᠬᠤ ᠮᠡᠷᢉᠡᠰᠢᠯ ᠦ᠋ᠨ ᠰᠢᠯᠭᠠᠯᠲᠠ ᠶ᠋ᠢᠨ ᠦᠨᠡᠯᠡᢉᠡ ᠳ᠋ᠦᠩ ᠭᠠᠷᠭᠠᠬᠤ ᠵᠢᠭᠠᠪᠤᠷᠢ᠂
ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠠᠯᠪᠠᠨ ᠲᠤᠰᠢᠶᠠᠯ ᠤ᠋ᠨ ᠵᠡᠷᢉᠡ ᠳᠡᠪ᠂ ᠲᠡᢉᠦᠨ ᠦ᠋
ᠨᠡᠮᠡᢉᠳᠡᠯ ᠣᠯᠭᠤᠬᠤ ᠵᠢᠷᠤᠮ᠂ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠱᠠᠩᠨᠠᠯ ᠤ᠋ᠨ ᠵᠢᠷᠤᠮ᠂
ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭᠠ ᠶ᠋ᠢᠨ ᠠᠦ᠋ᠳᠢᠲ᠋ᠣᠷ᠂ ᠰᠢᠨᠵᠢᢉᠡᠴᠢ ᠶ᠋ᠢᠨ ᠮᠡᠷᢉᠡᠰᠢᠯ ᠦ᠋ᠨ
ᠲᠦᠪᠰᠢᠨ ᠠᢈᠢᠭᠤᠯᠬᠤ ᠰᠤᠷᠭᠠᠯᠲᠠ᠂ ᠮᠡᠷᢉᠡᠰᠢᠯ ᠦ᠋ᠨ mᠵᠡᠷᢉᠡ ᠣᠯᠭᠤᠬᠤ
ᠵᠢᠷᠤᠮ ᠵᠡᠷᢉᠡ ᠵᠢᠷᠤᠮ᠂ ᠳᠦᠷᠢᠮ ᠢ᠋ ᠰᠢᠨᠡ ᠪᠡᠷ ᠪᠣᠯᠤᠨ ᠰᠢᠨᠡᠴᠢᠯᠡᠨ ᠪᠣᠯᠪᠠᠰᠤᠷᠠᠭᠤᠯᠵᠤ᠂ ᠮᠣᠩᠭᠣᠯ
ᠤᠯᠤᠰ ᠤ᠋ᠨ ᠶᠡᠷᠦᠩᢈᠡᠢ ᠠᠦ᠋ᠳᠢᠲ᠋ᠣᠷ ᠤ᠋ᠨ ᠲᠤᠰᠢᠶᠠᠯ ᠢ᠋ᠶᠠᠷ ᠪᠠᠲᠤᠯᠠᠭᠤᠯᠤᠨ ᠮᠥᠷᠳᠡᠵᠦ ᠠᠵᠢᠯᠯᠠᠭᠰᠠᠨ
ᠢ᠋ᠶᠠᠷ ᠲᠤᠰ ᠪᠠᠶᠢᠭᠤᠯᠤᠯᠭᠠ ᠶ᠋ᠢᠨ ᠡᠷᢈᠡ ᠵᠦᠢ ᠶ᠋ᠢᠨ ᠲᠠᠭᠠᠲᠠᠢ ᠣᠷᠴᠢᠨ ᠪᠦᠷᠢᠳᠴᠦ᠂ ᠠᠵᠢᠯ ᠤ᠋ᠨ
ᠪᠦᠲᠦᢉᠡᠮᠵᠢ ᠳᠡᢉᠡᢉᠰᠢᠯᠡᢉᠰᠡᠨ ᠪᠠᠶᠢᠨᠠ᠃